ᠦᠪᠦᠷ ᠮᠣᠩᠭᠣᠯ ᠦ᠋ᠨ ᠦᠨᠳᠦᠰᠦᠲᠡᠨ ᠦ᠌ ᠨᠠᠮ

ᠮᠣᠩᠭᠤᠯ ᠪᠢᠴᠢᠭ ᠶᠦᠨᠢᠺᠦ‍ᠳ᠋ ᠳ᠋ᠦ᠍ ᠪᠦᠷᠢᠳᠭᠡᠭᠳᠡᠬᠦ ᠪᠡᠷ ᠪᠣᠯᠤᠯ᠎ᠠ

ᠡᠵᠡᠨ ᠴᠢᠩᠭᠢᠰ ᠤ᠋ᠨ ᠦᠶ᠎ᠡ ᠶ᠋ᠢᠨ ᠤᠢᠭᠤᠷᠵᠢᠨ ᠮᠣᠩᠭᠤᠯ ᠪᠢᠴᠢᠭ ᠶᠦᠨᠢᠺᠦ‍ᠳ᠋ ᠳ᠋ᠦ᠍ ᠳᠦᠷᠰᠦ ᠪᠡᠷ ᠪᠦᠷᠢᠳᠭᠡᠭᠳᠡᠬᠦ ᠪᠡᠷ ᠪᠣᠯᠤᠯ᠎ᠠ ᠅

ᠡᠮᠦᠨᠡᠲᠦ ᠮᠣᠩᠭᠤᠯᠴᠤᠳ ᠲᠤ᠌ ᠤᠷᠢᠶᠠᠯᠠᠬᠤ ᠪᠢᠴᠢᠭ

   ᠬᠥᠮᠦᠰ ᠦ᠋ᠨ ᠮᠡᠲᠡᠭᠡᠵᠦ ᠪᠡᠷ 2019 ᠣᠨ ᠤ᠋ 12 ᠰᠠᠷ᠎ᠠ ᠠ᠋ᠴᠠ ᠲᠠᠷᠬᠠᠭᠠᠭᠰᠠᠨ << ᠺᠣᠮᠮᠤᠨᠢᠰᠲ ᠸᠢᠷᠦ᠋ᠰ ( ᠦᠬᠠᠨ ᠸᠢᠷᠦ᠋ᠰ ) >> ᠨᠢ ᠬᠢᠲᠠᠳ ᠤᠯᠤᠰ ᠲᠤ᠌ ᠠᠮᠢᠳᠤᠷᠠᠵᠤ ᠪᠠᠢᠭ᠎ᠠ ᠬᠥᠮᠦᠨ ᠠᠷᠠᠳ ᠲᠤ᠌ ᠮᠠᠰᠢ ᠬᠦᠨᠳᠦ ᠬᠡᠴᠡᠭᠦᠦ ᠦᠷᠡᠭᠳᠡᠯ ᠰᠦᠢᠳᠦᠯ ᠤᠴᠠᠷᠠᠭᠤᠯᠤᠭᠰᠠᠨ ᠢ᠋ᠶ᠋ᠠᠷ ᠪᠠᠷᠠᠬᠤ ᠦᠭᠡᠢ ᠳᠡᠯᠡᠬᠡᠢ ᠶ᠋ᠢᠨ ᠬᠡᠪᠴᠢᠶᠡᠨ ᠦ᠌ ᠬᠥᠮᠦᠨ ᠠᠷᠠᠳ ᠲᠤ᠌ ᠲᠡᠦᠬᠡᠨ ᠳ᠋ᠦ᠍ ᠭᠠᠷᠤᠭ᠎ᠠ ᠦᠭᠡᠢ ᠬᠣᠣᠷ ᠬᠥᠨᠦᠭᠡᠯ ᠢ᠋ ᠤᠴᠠᠷᠠᠭᠤᠯᠤᠭᠰᠠᠨ ᠪᠠᠢᠨ᠎ᠠ ᠃ ᠡᠨᠡᠬᠦ ᠸᠢᠷᠦ᠋ᠰ ᠨᠢ ᠳᠡᠯᠡᠬᠡᠢ ᠶ᠋ᠢᠨ ᠤᠯᠤᠰ ᠣᠷᠤᠨ ᠤ᠋ ᠤᠯᠤᠰ ᠲᠥᠷᠦ ᠠᠵᠤ ᠠᠬᠤᠢ ᠮᠥᠩᠭᠦᠨ ᠭᠦᠢᠯᠭᠡᠭᠡᠨ ᠳ᠋ᠦ᠍ ᠯᠤᠲᠤ ᠶᠡᠬᠡ ᠬᠣᠬᠢᠷᠠᠯ ᠢ᠋ ᠠᠪᠴᠢᠷᠠᠭᠰᠠᠨ ᠢ᠋ᠶ᠋ᠠᠷ ᠥᠯᠦ ᠪᠠᠷᠠᠨ ᠳᠡᠯᠡᠬᠡᠢ ᠶ᠋ᠢᠨ ᠠᠷᠠᠳ ᠲᠦᠮᠡᠨ ᠦ᠌ ᠠᠮᠢᠳᠤᠷᠠᠯ ᠤ᠋ᠨ ᠬᠡᠯᠪᠡᠷᠢ ᠮᠠᠶᠢᠭ ᠢ᠋ ᠴᠤ᠌ ᠨᠥᠯᠦᠭᠡᠯᠡᠬᠦ ᠪᠣᠯᠤᠭᠰᠠᠨ ᠪᠠᠢᠨ᠎ᠠ᠃ ᠤᠳᠠᠯ ᠥᠬᠡᠢ ᠳᠡᠯᠡᠬᠡᠢ ᠶ᠋ᠢᠨ ᠰᠢᠳᠤᠷᠭᠤ ᠶᠣᠰᠤᠨ ᠤ᠋ ᠤᠯᠤᠰ ᠲᠥᠷᠦᠴᠢᠳ ᠭᠠᠷ ᠭᠠᠷ ᠢ᠋ᠶ᠋ᠠᠨ ᠬᠣᠯᠪᠤᠯᠴᠠᠨ ᠬᠢᠲᠠᠳ ᠤ᠋ᠨ ᠵᠠᠰᠠᠭ ᠪᠣᠯᠤᠨ ᠺᠣᠮᠮᠤᠨᠢᠰᠲ ᠨᠠᠮ ᠠ᠋ᠴᠠ ᠲᠤᠰ ᠤᠢᠯᠠ ᠬᠡᠷᠡᠭ ᠦ᠋ᠨ ᠬᠠᠷᠢᠭᠤᠴᠠᠯᠭ᠎ᠠ ᠶ᠋ᠢ ᠨᠡᠬᠡᠮᠵᠢᠯᠡᠨ ᠶᠠᠯ᠎ᠠ ᠬᠦᠯᠢᠶᠡᠯᠭᠡᠵᠦ᠂ ᠺᠣᠮᠮᠤᠨᠢᠰᠲ ᠨᠠᠮ ᠤ᠋ᠨ ᠰᠢᠰᠲ᠋ᠧᠮ ᠢ᠋ ᠪᠥᠮᠪᠦᠷᠴᠡᠭ ᠡᠴᠡ ᠬᠤᠰᠤᠬᠤ ᠪᠣᠯᠤᠨ᠎ᠠ᠃ ᠡᠨᠡ ᠨᠢ ᠪᠢᠳᠡᠨ ᠦ᠌ ᠡᠮᠦᠨᠡᠳᠦ ᠮᠣᠩᠭᠤᠯᠴᠤᠳ ᠤ᠋ᠨ ᠬᠤᠪᠢ ᠵᠠᠶᠠᠭ᠎ᠠ᠂ ᠠᠮᠢᠳᠤᠷᠠᠯ ᠣᠷᠴᠢᠨ ᠢ᠋ ᠨᠥᠯᠦᠭᠡᠯᠡᠵᠦ᠂ ᠪᠢᠳᠡᠨ ᠦ᠌ ᠲᠡᠦᠬᠡ ᠰᠢᠨ᠎ᠡ ᠨᠢᠭᠡᠨ ᠱᠠᠲᠤᠨ᠎ᠠ ᠰᠢᠯᠵᠢᠬᠦ ᠶᠠᠪᠤᠳᠠᠯ ᠪᠣᠯᠤᠭᠰᠠᠨ ᠪᠢᠯᠡ᠃

   ᠡᠮᠦᠨᠡᠳᠦ ᠮᠣᠩᠭᠤᠯᠴᠤᠳ ᠡᠯᠳᠡᠪ ᠵᠦᠢᠯ ᠦ᠋ᠨ ᠲᠡᠦᠬᠡᠨ ᠰᠢᠯᠲᠠᠭᠠᠨ ᠠ᠋ᠴᠠ ᠬᠣᠷᠢᠳᠤᠭᠠᠷ ᠵᠠᠭᠤᠨ ᠤ᠋ ᠳᠤᠮᠳᠠᠴᠢ ᠠ᠋ᠴᠠ ᠡᠬᠢᠯᠡᠨ ᠬᠢᠲᠠᠳ ᠤᠯᠤᠰ ᠤ᠋ᠨ ᠮᠤᠵᠢ ᠶ᠋ᠢᠨ ᠲᠡᠰ ᠦ᠋ᠨ ᠵᠠᠰᠠᠭ ᠵᠠᠬᠢᠷᠭᠠᠨ ᠤ᠋ ᠬᠡᠯᠪᠡᠷᠢ ᠪᠡᠷ ᠨᠣᠶᠠᠷᠬᠠᠭᠳᠠᠵᠤ ᠤᠯᠠᠭᠠᠨ ᠨᠠᠮᠳᠠᠳ ᠤ᠋ᠨ ᠬᠠᠷᠭᠢᠰ ᠬᠡᠷᠴᠡᠭᠡᠢ ᠳᠠᠷᠤᠯᠠᠯ ᠳᠣᠷᠤᠮᠵᠢᠯᠠᠯ ᠳ᠋ᠤ᠌ ᠣᠷᠤᠭᠰᠠᠨ ᠪᠠᠢᠨ᠎ᠠ᠃ ᠮᠣᠩᠭᠤᠯᠴᠤᠳ ᠤ᠋ᠨ ᠨᠤᠲᠤᠭ ᠪᠡᠯᠴᠢᠭᠡᠷ ᠮᠠᠯ ᠰᠦᠷᠦᠭ ᠡᠳ᠋ ᠬᠣᠭᠰᠢᠯ ᠲᠠᠷᠢᠶ᠎ᠠ ᠲᠥᠮᠦᠰᠦ ᠪᠣᠭᠤᠯᠲᠠ ᠪᠠᠷ ᠢ᠋ᠶ᠋ᠠᠨ << ᠨᠡᠢᠭᠡᠮ ᠵᠢᠷᠤᠮᠲᠤ ᠨᠡᠢᠭᠡᠮ ᠦ᠋ᠨ ᠨᠡᠢᠲᠡ ᠶ᠋ᠢᠨ ᠥᠮᠴᠢᠯᠡᠯ >> ᠦ᠋ᠨ ᠨᠡᠷᠡᠢᠳᠦᠯ ᠢ᠋ᠶ᠋ᠡᠷ ᠬᠢᠲᠠᠳ ᠤ᠋ᠨ ᠵᠠᠰᠠᠭ ᠲᠤ᠌ ᠡᠵᠡᠮᠳᠡᠭᠳᠡᠨ ᠪᠤᠯᠢᠶᠠᠭᠳᠠᠵᠤ᠂ ᠬᠥᠮᠦᠨ ᠪᠠᠢᠭᠠᠯᠢ ᠶ᠋ᠢ ᠤᠷᠢᠳ ᠡᠮᠦᠨ᠎ᠡ ᠭᠠᠷᠤᠭ᠎ᠠ ᠦᠭᠡᠢ ᠲᠠᠷᠴᠢᠯᠠᠭᠠᠯ ᠲᠠᠯᠬᠢᠭᠳᠠᠯ ᠳ᠋ᠤ᠌ ᠤᠴᠠᠷᠠᠭᠤᠯᠵᠤ᠂ ᠡᠮᠦᠨᠡᠳᠦ ᠮᠣᠩᠭᠤᠯ ᠤ᠋ᠨ ᠪᠤᠢ ᠪᠦᠬᠦᠢ ᠡᠬᠢ ᠪᠠᠶᠠᠯᠢᠭ ᠢ᠋ ᠳᠡᠭᠡᠷᠡᠮᠳᠡᠨ ᠪᠤᠯᠢᠶᠠᠵᠤ᠂ ᠦᠨᠳᠦᠰᠦᠲᠡᠨ ᠦ᠌ ᠠᠵᠤ ᠠᠬᠤᠢ ᠶ᠋ᠢᠨ ᠰᠠᠭᠤᠷᠢ ᠶ᠋ᠢ ᠪᠣᠰᠠᠨᠢᠭᠤᠯᠤᠭᠰᠠᠨ ᠪᠠᠢᠨ᠎ᠠ᠃ ᠲᠡᠷᠡ ᠴᠠᠭ ᠦᠶ᠎ᠡ ᠡᠴᠡ ᠬᠢᠲᠠᠳ ᠤ᠋ᠨ ᠵᠠᠰᠠᠭ ᠨᠢ ᠮᠣᠩᠭᠤᠯᠴᠤᠳ ᠲᠤ᠌ << ᠨᠡᠢᠭᠡᠮ ᠵᠢᠷᠤᠮ – ᠡᠪ ᠬᠠᠮᠲᠤ ᠶᠣᠰᠤᠨ ᠤ᠋ ᠰᠤᠷᠭᠠᠯ ᠬᠥᠮᠦᠵᠢᠯ >> ᠢ᠋ ᠠᠯᠪᠠ ᠪᠠᠷ ᠲᠣᠬᠤᠨ ᠬᠡᠷᠡᠭᠵᠢᠭᠦᠯᠵᠦ᠂ ᠮᠣᠩᠭᠤᠯᠴᠤᠳ ᠤ᠋ᠨ ᠣᠶᠤᠨ ᠤᠬᠠᠭᠠᠨ ᠢ᠋ ᠡᠵᠡᠮᠳᠡᠨ ᠪᠣᠬᠢᠷᠲᠤᠭᠤᠯᠵᠤ᠂ ᠬᠡᠳᠦ ᠤᠳᠠᠭᠠᠨ ᠤ᠋ ᠶᠡᠬᠡ ᠬᠡᠪᠴᠢᠶ᠎ᠡ ᠪᠡᠷ ᠰᠦᠮ᠎ᠡ ᠭᠡᠢᠳ ᠢ᠋ ᠡᠪᠳᠡᠨ ᠰᠢᠲᠠᠭᠠᠵᠤ ᠯᠠᠮᠠ ᠨᠠᠷ ᠢ᠋ ᠬᠢᠯᠢᠰᠳᠡᠭᠦᠯᠦᠨ ᠠᠯᠠᠬᠤ ᠬᠥᠳᠡᠯᠭᠡᠭᠡᠨ ᠢ᠋ᠶ᠋ᠡᠷ ᠳᠠᠮᠵᠢᠨ ᠮᠠᠷᠺᠰ ᠤ᠋ᠨ ᠦᠵᠡᠯ ᠪᠤᠶᠤ ᠱᠠᠰᠢᠨ ᠦᠭᠡᠢ ᠦᠵᠡᠯ ᠢ᠋ᠶ᠋ᠡᠷ ᠮᠣᠩᠭᠤᠯᠴᠤᠳ ᠤ᠋ᠨ ᠳᠣᠲᠤᠭᠠᠳᠤ ᠣᠶᠤᠨ ᠢ᠋ ᠬᠣᠭᠣᠰᠤᠷᠠᠭᠤᠯᠵᠠᠢ᠃ ᠳᠠᠭᠠᠤ ᠳ᠋ᠤᠨᠢ ᠦᠨᠳᠦᠰᠦᠲᠡᠨ ᠦ᠌ ᠪᠠᠭᠠᠲᠤᠷ ᠬᠥᠮᠦᠰ᠂ ᠰᠡᠬᠡᠭᠡᠲᠡᠨ ᠬᠥᠮᠦᠰ ᠢ᠋ ᠤᠳᠠᠭ᠎ᠠ ᠲᠠᠷᠠᠭᠠᠯᠠᠨ ᠬᠣᠣᠷᠯᠠᠨ ᠥᠭᠡᠷᠡᠴᠢᠯᠡᠵᠦ᠂ ᠮᠣᠩᠭᠤᠯᠴᠤᠳ ᠤ᠋ᠨ ᠵᠣᠷᠢᠭ ᠰᠠᠨᠠᠭ᠎ᠠ᠂ ᠨᠣᠶᠠᠨ ᠨᠢᠷᠤᠭᠤ ᠶ᠋ᠢ ᠪᠥᠬᠦᠢᠯᠭᠡᠭᠰᠡᠨ ᠪᠠᠢᠨ᠎ᠠ᠃ ᠥᠨᠦᠳᠦᠷ ᠪᠣᠯᠬᠤ ᠳ᠋ᠤ᠌ ᠡᠮᠦᠨᠡᠳᠦ ᠮᠣᠩᠭᠤᠯᠴᠤᠳ ᠥᠷᠢ ᠰᠢᠷᠢ ᠳ᠋ᠡᠭᠡᠨ ᠳᠠᠷᠤᠭᠳᠠᠨ ᠲᠠᠷᠢᠬᠢ ᠲᠣᠯᠤᠭᠠᠢ ᠬᠣᠭᠤᠰᠤᠷᠠᠨ ᠬᠥᠨᠳᠡᠢᠷᠡᠵᠦ᠂ ᠠᠯᠪᠠᠨ ᠠᠵᠢᠯᠲᠠᠳ ᠬᠢᠲᠠᠳ ᠨᠣᠶᠠᠳ ᠤ᠋ᠨ ᠬᠡᠷᠴᠡᠭᠡᠢ ᠳᠠᠷᠤᠯᠠᠯ ᠳ᠋ᠤ᠌ ᠥᠷᠲᠦᠵᠦ᠂ ᠣᠶᠤᠲᠠᠨ ᠰᠡᠬᠡᠭᠡᠲᠡᠳ ᠲᠠᠷᠢᠬᠢ ᠪᠠᠨ ᠣᠬᠢᠶᠠᠭᠳᠠᠭᠳᠠᠭᠰᠠᠨ ᠪᠠᠢᠨ᠎ᠠ᠃ ᠨᠥᠭᠦᠭᠡ ᠲᠠᠯ᠎ᠠ ᠪᠠᠷ ᠬᠢᠲᠠᠳ ᠵᠠᠰᠠᠭ ᠠ᠋ᠴᠠ ᠬᠥᠮᠦᠨᠯᠢᠭ ᠪᠤᠰᠤ ᠮᠥᠷᠲᠡᠭᠡᠨ ᠬᠠᠷᠠᠩᠭᠤᠢ ᠬᠠᠤᠯᠢ ᠲᠣᠭᠲᠠᠭᠠᠵᠤ᠂ ᠲᠡᠭᠦᠨ ᠢ᠋ᠶ᠋ᠡᠨ ᠳᠠᠭᠠᠯᠳᠤᠭᠤᠯᠤᠨ ᠡᠯᠳᠡᠪ ᠵᠦᠢᠯ ᠦ᠋ᠨ << ᠲᠦᠷᠢᠮ ᠲᠣᠭᠲᠠᠭᠠᠯ >> ᠵᠣᠬᠢᠶᠠᠨ ᠡᠮᠦᠨᠡᠳᠦ ᠮᠣᠩᠭᠤᠯᠴᠤᠳ ᠤ᠋ᠨ ᠦᠭᠡ ᠬᠡᠯᠡ ᠦᠰᠦᠭ ᠪᠢᠴᠢᠭ ᠡᠴᠨ ᠵᠠᠩ ᠳᠠᠳᠭᠠᠯ ᠰᠣᠶᠤᠯ ᠲᠡᠦᠬᠡ ᠶ᠋ᠢ ᠪᠠᠯᠠᠷᠳᠠᠭᠤᠯᠤᠨ ᠬᠤᠪᠢᠷᠠᠭᠠᠵᠤ᠂ ᠮᠠᠯ ᠰᠦᠷᠦᠭ ᠢ᠋ ᠬᠠᠰᠢᠶᠠᠯᠠᠭᠤᠯᠤᠨ ᠲᠠᠷᠢᠶ᠎ᠠ ᠲᠥᠮᠦᠰᠦ ᠶ᠋ᠢ ᠳᠤᠷ᠎ᠠ ᠲᠠᠪᠠ ᠪᠠᠷ ᠪᠤᠯᠢᠶᠠᠨ ᠳᠡᠭᠡᠷᠡᠮᠳᠡᠭᠰᠡᠭᠡᠷ ᠪᠠᠢᠨ᠎ᠠ᠃

ᠳᠡᠯᠭᠡᠷᠡᠩᠭᠦᠢ᠁