ᠦᠪᠦᠷ ᠮᠣᠩᠭᠣᠯ ᠦ᠋ᠨ ᠦᠨᠳᠦᠰᠦᠲᠡᠨ ᠦ᠌ ᠨᠠᠮ

ᠠᠮᠸᠷᠢᠺᠠ ᠶ᠋ᠢᠨ ᠨᠢᠭᠡᠳᠦᠭᠰᠡᠨ ᠤᠯᠤᠰ ᠦ᠋ᠨ ᠬᠤᠷᠠᠯ ᠳ᠋ᠤ᠌

ᠠᠮᠸᠷᠢᠺᠠ ᠶ᠋ᠢᠨ ᠨᠢᠭᠡᠳᠦᠭᠰᠡᠨ ᠤᠯᠤᠰ ᠦ᠋ᠨ ᠬᠤᠷᠠᠯ ᠳ᠋ᠤ᠌

ᠢᠯᠡ ᠵᠠᠬᠢᠳᠠᠯ

   ᠡᠷᠬᠢᠮ ᠬᠤᠷᠠᠯ ᠤ᠋ᠨ ᠭᠡᠰᠢᠭᠦᠳ ᠲᠦ᠍ ᠲᠦᠮᠡᠨ ᠠᠮᠤᠭᠤᠯᠠᠩ ᠠᠢᠯᠠᠳᠭᠠᠶ᠎ᠠ᠃

   ᠡᠮᠦᠨᠡᠳᠦ ᠮᠣᠩᠭᠤᠯ ᠦ᠋ᠨ ᠶᠡᠬᠡ ᠬᠤᠷᠠᠯᠳᠠᠢ ᠶ᠋ᠢᠨ ᠵᠢᠷᠤᠮ ᠦ᠋ᠨ ᠨᠥᠬᠦᠳ ᠪᠢᠳᠡ ᠲᠠ ᠪᠦᠬᠦᠨ ᠦ᠌ ᠪᠠᠲᠤᠯᠠᠭᠰᠠᠨ ᠰᠢᠶᠠᠩᠭᠠᠩ ᠦ᠋ᠨ ᠠᠷᠠᠳᠴᠢᠯᠠᠯ᠂ ᠬᠥᠮᠦᠨ ᠦ᠌ ᠡᠷᠬᠡ ᠶ᠋ᠢᠨ ᠲᠤᠬᠠᠢ ᠬᠠᠤᠯᠢ᠂ ᠬᠢᠲᠠᠳ ᠲᠠᠬᠢ ᠤᠢᠭᠤᠷᠴᠤᠳ ᠢ᠋ ᠬᠠᠮᠠᠭᠠᠯᠠᠬᠤ ᠲᠤᠬᠠᠢ ᠬᠠᠤᠯᠢ᠂ ᠮᠥᠨ ᠠᠮᠧᠷᠢᠺᠠ ᠢᠨ ᠨᠢᠭᠡᠳᠦᠭᠰᠡᠨ ᠤᠯᠤᠰ ᠦ᠋ᠨ ᠣᠷᠤᠨ ᠨᠤᠲᠤᠭ ᠦ᠋ᠨ ᠲᠥᠯᠦᠭᠡᠯᠡᠭᠴᠢᠳ ᠤᠢᠭᠤᠷ ᠦ᠋ᠨ ᠠᠺᠲ ᠢ᠋ ᠲᠤᠢᠯ ᠦ᠋ᠨ ᠶᠡᠬᠡ ᠲᠠᠯᠠᠷᠬᠠᠨ ᠳᠡᠮᠵᠢᠵᠦ᠂ ᠰᠡᠳᠭᠢᠯ ᠬᠥᠲᠦᠯᠦᠨ ᠬᠦᠯᠢᠶᠡᠵᠦ ᠠᠪᠤᠯ᠎ᠠ᠃ ᠡᠨᠡ ᠨᠢ ᠬᠢᠲᠠᠳ ᠦ᠋ᠨ ᠹᠠᠱᠢᠰᠮ᠂ ᠺᠣᠯᠣᠨᠢᠴᠢᠯᠠᠯ ᠳ᠋ᠤ᠌ ᠡᠷᠡᠰ ᠰᠢᠢᠳᠮᠡᠭᠡᠢ ᠴᠣᠬᠢᠯᠲᠠ ᠪᠣᠯᠵᠤ᠂ ᠳᠠᠶᠠᠩ ᠳᠡᠯᠡᠬᠡᠢ ᠳ᠋ᠦ᠍ ᠠᠶᠤᠯ ᠤᠴᠠᠷᠠᠭᠤᠯᠵᠤ ᠪᠠᠢᠭ᠎ᠠ ᠪᠡᠭᠡᠵᠢᠩ ᠦ᠋ᠨ ᠵᠠᠩᠵᠤᠯᠠᠨ ᠨᠣᠶᠠᠯᠠᠬᠤ᠂ ᠲᠦᠷᠢᠮᠡᠭᠡᠢᠯᠡᠨ ᠲᠡᠯᠡᠬᠦ ᠦᠵᠡᠯ ᠦ᠋ᠨ ᠡᠰᠡᠷᠡᠭ ᠰᠢᠳᠤᠷᠭᠤ ᠬᠥᠮᠦᠨ ᠲᠥᠷᠦᠯᠬᠢᠲᠡᠨ ᠡᠪ ᠰᠠᠨᠠᠭ᠎ᠠ ᠪᠠᠨ ᠨᠢᠭᠡᠳᠭᠡᠨ᠂ ᠮᠥᠷ ᠵᠡᠷᠭᠡᠴᠡᠨ᠂ ᠬᠦᠴᠦ ᠪᠡᠨ ᠨᠡᠢᠯᠡᠭᠦᠯᠦᠨ ᠲᠡᠮᠡᠴᠡᠬᠦ ᠢᠯᠠᠬᠤ ᠶ᠋ᠢᠨ ᠤᠷᠢᠶ᠎ᠠ ᠪᠣᠯᠤᠯ᠎ᠠ᠃

   ᠡᠮᠦᠨᠡᠳᠦ ᠮᠣᠩᠭᠤᠯ ᠤ᠋ᠨ ᠶᠡᠬᠡ ᠬᠤᠷᠠᠯᠳᠠᠢ ᠪᠣᠯ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠲᠠᠬᠢ ᠤᠤᠭᠠᠯ ᠮᠣᠩᠭᠤᠯᠴᠤᠳ ᠤ᠋ᠨ ᠡᠷᠬᠡ ᠠᠰᠢᠭ ᠢ᠋ ᠬᠠᠮᠠᠭᠠᠯᠠᠬᠤ ᠵᠣᠷᠢᠯᠭ᠎ᠠ ᠲᠠᠢ ᠪᠠᠷ 2016 ᠣᠨ ᠳ᠋ᠤ᠌ ᠡᠮᠦᠨᠡᠳᠦ ᠮᠣᠩᠭᠤᠯᠴᠤᠳ ᠤ᠋ᠨ ᠶᠠᠩᠵᠤ ᠪᠦᠷᠢ ᠶ᠋ᠢᠨ ᠨᠠᠮ ᠬᠣᠯᠪᠤᠭ᠎ᠠ ᠡᠪᠯᠡᠯᠳᠦᠨ ᠨᠢᠭᠡᠳᠴᠦ᠂ ᠶᠠᠫᠤᠨ ᠤᠯᠤᠰ ᠤ᠋ᠨ ᠲᠤᠤᠺᠢᠣ᠋ ᠬᠣᠲᠠ ᠳ᠋ᠤ᠌ ᠡᠭᠦᠰᠭᠡᠨ ᠪᠠᠢᠭᠤᠯᠤᠭᠰᠠᠨ ᠲᠥᠷᠦ ᠶ᠋ᠢᠨ ᠪᠤᠰᠤ ᠪᠠᠢᠭᠤᠯᠭ᠎ᠠ ᠪᠢᠯᠡ᠃

   ᠡᠮᠦᠨᠡᠳᠦ ᠮᠣᠩᠭᠤᠯ ᠪᠤᠶᠤ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠲᠠᠬᠢ ᠤᠤᠭᠠᠯ ᠮᠣᠩᠭᠤᠯᠴᠤᠳ ᠨᠢ ᠲᠤᠰ ᠤᠯᠤᠰ ᠤ᠋ᠨ ᠬᠠᠮᠤᠭ ᠤ᠋ᠨ ᠶᠡᠬᠡ ᠺᠣᠯᠣᠨᠢᠴᠢᠯᠠᠭᠳᠠᠵᠤ ᠵᠣᠪᠠᠭᠰᠠᠨ ᠴᠥᠭᠡᠩᠬᠢ ᠠᠷᠠᠳ ᠲᠦᠮᠡᠨ ᠨᠦ᠍ᠭᠦᠳ ᠦ᠋ᠨ ᠨᠢᠭᠡ ᠶᠦ᠍ᠮ᠃

   ᠮᠣᠩᠭᠣᠯᠴᠤᠳ ᠪᠢᠳᠡᠨ ᠦ᠌ ᠡᠪᠤᠭᠡ ᠳᠡᠭᠡᠳᠦᠰ ᠬᠡᠵᠢᠶ᠎ᠡ ᠴᠦ᠍ ᠬᠢᠲᠠᠳ ᠤᠯᠤᠰ ᠤ᠋ᠨ ᠬᠠᠷᠢᠶᠠᠨ ᠳ᠋ᠤ᠌ ᠪᠠᠢᠭ᠎ᠠ ᠦᠭᠡᠢ ᠪᠠᠢᠭᠰᠠᠭᠠᠷ᠂ ᠤᠯᠠᠮ ᠢ᠋ᠶ᠋ᠠᠷ 1911.12.29 ᠳ᠋ᠦ᠍ ᠡᠠᠷᠤ ᠥᠪᠦᠷ ᠮᠣᠩᠭᠤᠯ ᠡᠬᠡ ᠣᠷᠤᠨᠴᠢᠳ ᠮᠣᠩᠭᠤᠯ ᠤᠯᠤᠰ ᠤ᠋ᠨ ᠲᠤᠰᠠᠭᠠᠷ ᠲᠣᠭᠲᠠᠨᠢᠯ ᠢ᠋ ᠲᠤᠩᠬᠠᠭᠯᠠᠨ ᠵᠠᠷᠯᠠᠭᠰᠠᠨ᠃ 1922 ᠣᠨ ᠳ᠋ᠤ᠌ ᠮᠠᠨᠵᠤ ᠴᠢᠩ ᠤᠯᠤᠰ ᠠ᠋ᠴᠠ ᠲᠤᠰᠠᠭᠠᠷᠯᠠᠭᠰᠠᠨ ᠲᠣᠮᠳᠠᠳᠤ ᠢᠷᠭᠡᠨ ᠤᠯᠤᠰ ᠮᠣᠩᠭᠤᠯᠴᠤᠳ ᠤ᠋ᠨ ᠪᠠᠢᠭᠤᠯᠤᠭᠰᠠᠨ ᠶᠤᠸᠠᠨ ᠬᠦᠷᠢᠨ᠂ ᠮᠠᠨᠵᠤ ᠪᠣᠯᠤᠨ ᠮᠣᠩᠭᠤᠯᠴᠤᠳ ᠤ᠋ᠨ ᠬᠠᠮᠲᠤᠷᠠᠨ ᠪᠠᠢᠭᠤᠯᠤᠭᠰᠠᠨ ᠴᠢᠩ ᠭᠦᠷᠦᠨ ᠦ᠌ ᠲᠡᠤᠬᠡ ᠶ᠋ᠢ ᠭᠤᠢᠪᠢᠭᠤᠯᠤᠨ᠂ ᠮᠣᠩᠭᠤᠯᠴᠤᠳ ᠤ᠋ᠨ ᠨᠤᠲᠤᠭ ᠳᠡᠪᠢᠰᠭᠡᠷ ᠢ᠋ ᠥᠪᠡᠷᠰᠡᠳ ᠦ᠋ᠨ ᠮᠡᠳᠡᠯ ᠳ᠋ᠦ᠍ ᠪᠠᠢᠬᠤ ᠶᠣᠰᠤᠲᠠᠢ ᠮᠡᠲᠦ ᠪᠡᠷ ᠮᠡᠳᠡᠭᠳᠡᠵᠦ᠂ ᠤᠯᠠᠮ ᠢ᠋ᠶ᠋ᠠᠷ ᠥᠪᠦᠷ ᠮᠣᠩᠭᠤᠯ ᠢ᠋ ᠴᠡᠷᠢᠭ ᠦ᠋ᠨ ᠬᠦᠴᠦ ᠪᠡᠷ ᠲᠦᠷᠢᠮᠡᠭᠡᠢᠯᠡᠨ ᠡᠵᠡᠯᠡᠭᠰᠡᠨ᠃

ᠳᠡᠯᠭᠡᠷᠡᠩᠭᠦᠢ᠁