
ᠬᠥᠮᠦᠰ ᠦ᠋ᠨ ᠮᠡᠲᠡᠭᠡᠵᠦ ᠪᠡᠷ 2019 ᠣᠨ ᠤ᠋ 12 ᠰᠠᠷ᠎ᠠ ᠠ᠋ᠴᠠ ᠲᠠᠷᠬᠠᠭᠠᠭᠰᠠᠨ << ᠺᠣᠮᠮᠤᠨᠢᠰᠲ ᠸᠢᠷᠦ᠋ᠰ ( ᠦᠬᠠᠨ ᠸᠢᠷᠦ᠋ᠰ ) >> ᠨᠢ ᠬᠢᠲᠠᠳ ᠤᠯᠤᠰ ᠲᠤ᠌ ᠠᠮᠢᠳᠤᠷᠠᠵᠤ ᠪᠠᠢᠭ᠎ᠠ ᠬᠥᠮᠦᠨ ᠠᠷᠠᠳ ᠲᠤ᠌ ᠮᠠᠰᠢ ᠬᠦᠨᠳᠦ ᠬᠡᠴᠡᠭᠦᠦ ᠦᠷᠡᠭᠳᠡᠯ ᠰᠦᠢᠳᠦᠯ ᠤᠴᠠᠷᠠᠭᠤᠯᠤᠭᠰᠠᠨ ᠢ᠋ᠶ᠋ᠠᠷ ᠪᠠᠷᠠᠬᠤ ᠦᠭᠡᠢ ᠳᠡᠯᠡᠬᠡᠢ ᠶ᠋ᠢᠨ ᠬᠡᠪᠴᠢᠶᠡᠨ ᠦ᠌ ᠬᠥᠮᠦᠨ ᠠᠷᠠᠳ ᠲᠤ᠌ ᠲᠡᠦᠬᠡᠨ ᠳ᠋ᠦ᠍ ᠭᠠᠷᠤᠭ᠎ᠠ ᠦᠭᠡᠢ ᠬᠣᠣᠷ ᠬᠥᠨᠦᠭᠡᠯ ᠢ᠋ ᠤᠴᠠᠷᠠᠭᠤᠯᠤᠭᠰᠠᠨ ᠪᠠᠢᠨ᠎ᠠ ᠃ ᠡᠨᠡᠬᠦ ᠸᠢᠷᠦ᠋ᠰ ᠨᠢ ᠳᠡᠯᠡᠬᠡᠢ ᠶ᠋ᠢᠨ ᠤᠯᠤᠰ ᠣᠷᠤᠨ ᠤ᠋ ᠤᠯᠤᠰ ᠲᠥᠷᠦ ᠠᠵᠤ ᠠᠬᠤᠢ ᠮᠥᠩᠭᠦᠨ ᠭᠦᠢᠯᠭᠡᠭᠡᠨ ᠳ᠋ᠦ᠍ ᠯᠤᠲᠤ ᠶᠡᠬᠡ ᠬᠣᠬᠢᠷᠠᠯ ᠢ᠋ ᠠᠪᠴᠢᠷᠠᠭᠰᠠᠨ ᠢ᠋ᠶ᠋ᠠᠷ ᠥᠯᠦ ᠪᠠᠷᠠᠨ ᠳᠡᠯᠡᠬᠡᠢ ᠶ᠋ᠢᠨ ᠠᠷᠠᠳ ᠲᠦᠮᠡᠨ ᠦ᠌ ᠠᠮᠢᠳᠤᠷᠠᠯ ᠤ᠋ᠨ ᠬᠡᠯᠪᠡᠷᠢ ᠮᠠᠶᠢᠭ ᠢ᠋ ᠴᠤ᠌ ᠨᠥᠯᠦᠭᠡᠯᠡᠬᠦ ᠪᠣᠯᠤᠭᠰᠠᠨ ᠪᠠᠢᠨ᠎ᠠ᠃ ᠤᠳᠠᠯ ᠥᠬᠡᠢ ᠳᠡᠯᠡᠬᠡᠢ ᠶ᠋ᠢᠨ ᠰᠢᠳᠤᠷᠭᠤ ᠶᠣᠰᠤᠨ ᠤ᠋ ᠤᠯᠤᠰ ᠁ ᠳᠡᠯᠭᠡᠷᠡᠩᠭᠦᠢ ᠁